
ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠲᠤ ᠰᠤᠷᠭᠠᠭᠤᠯᠢ᠂ ᠪᠠᠶᠠᠨ ᠪᠠᠯᠭᠠᠰᠤᠨ ᠤ ᠰᠢᠪᠠᠷᠨᠠᠭᠤᠷ ᠲᠤᠰᠬᠤᠨ ᠤ ᠨᠠᠮ ᠤᠨ ᠴᠤᠭᠴᠠᠯᠠᠯᠲᠠ ᠶᠢᠨ ᠬᠠᠮᠲᠤᠷᠠᠨ ᠠᠵᠢᠯᠯᠠᠬᠤ ᠰᠠᠭᠤᠷᠢᠨ ᠭᠠᠵᠠᠷ᠂ ᠨᠡᠶᠢᠭᠡᠮ ᠤᠨ ᠦᠢᠯᠡᠳᠦᠯᠭᠡ ᠶᠢᠨ ᠰᠠᠭᠤᠷᠢᠨ ᠭᠠᠵᠠᠷ ᠤᠨ ᠭᠠᠷ ᠤᠨ ᠦᠰᠦᠭ ᠵᠢᠷᠣᠬᠤ ᠶᠣᠰᠣᠯᠠᠯ

2019 ᠤᠨ ᠤ 10 ᠰᠠᠷ᠎ᠠ ᠶᠢᠨ 13 ᠤ ᠡᠳᠦᠷ᠂ ᠦᠪᠦᠷ ᠮᠤᠩᠭᠤᠯ ᠤᠨ ᠶᠡᠭᠡ ᠰᠣᠷᠭᠠᠭᠤᠯᠢ ᠶᠢᠨ ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠲᠤ ᠰᠣᠷᠭᠠᠭᠤᠯᠢ᠂ ᠪᠠᠶᠠᠨ ᠪᠠᠯᠭᠠᠰᠤᠨ ᠤ ᠰᠢᠪᠠᠷᠨᠠᠭᠤᠷ ᠲᠤᠰᠬᠤᠨ ᠤ ᠨᠠᠮ ᠤᠨ ᠴᠤᠭᠴᠠᠯᠠᠯᠲᠠ ᠶᠢᠨ ᠬᠠᠮᠲᠤᠷᠠᠨ ᠠᠵᠢᠯᠯᠠᠬᠤ ᠰᠠᠭᠤᠷᠢᠨ ᠭᠠᠵᠠᠷ᠂ ᠨᠡᠶᠢᠭᠡᠮ ᠤᠨ ᠦᠢᠯᠡᠳᠦᠯᠭᠡ ᠶᠢᠨ ᠰᠠᠭᠤᠷᠢᠨ ᠭᠠᠵᠠᠷ ᠤᠨ ᠭᠠᠷ ᠤᠨ ᠦᠰᠦᠭ ᠵᠢᠷᠣᠬᠤ ᠶᠣᠰᠣᠯᠠᠯ ᠰᠢᠪᠠᠷᠨᠠᠭᠤᠷ ᠲᠤᠰᠬᠤᠨ ᠤ ᠠᠷᠠᠳ ᠤᠨ ᠵᠦᠪᠯᠡᠯ ᠳᠤ ᠶᠠᠪᠤᠭᠳᠠᠵᠠᠢ᠃

ᠲᠤᠰ ᠤᠳᠠᠭᠠᠨ ᠤ ᠭᠠᠷ ᠤᠨ ᠦᠰᠦᠭ ᠵᠢᠷᠤᠬᠤ ᠶᠤᠰᠤᠯᠠᠯ ᠳᠤ ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠲᠤ ᠰᠤᠷᠭᠠᠭᠤᠯᠢ ᠶᠢᠨ ᠱᠦᠵᠢ ᠸᠠᠩ ᠵᠢᠶᠦ᠋ᠨ ᠯᠢᠩ ᠪᠠᠭᠰᠢ᠂ ᠳᠡᠳ᠋ ᠵᠠᠬᠢᠷᠤᠯ ᠰᠦᠩ ᠶᠤᠸᠠᠢ ᠹᠧᠢ ᠪᠠᠭᠰᠢ᠂ ᠪᠠᠭᠰᠢ ᠠᠵᠢᠯᠲᠠᠳ ᠤᠨ ᠨᠠᠮ ᠤᠨ ᠡᠭᠦᠷ ᠤᠨ ᠱᠦᠵᠢ ᠤᠶᠤᠨᠪᠢᠯᠢᠭ᠌ ᠪᠠᠭᠰᠢ᠂ ᠰᠣᠳᠣᠯᠬᠤ ᠰᠣᠷᠣᠭᠴᠢ ᠶᠢᠨ ᠨᠠᠮ ᠤᠨ ᠡᠭᠦᠷ ᠤᠨ ᠱᠦᠵᠢ ᠶᠠᠨ ᠳ᠋ᠦᠩ ᠳ᠋ᠦᠩ ᠪᠠᠭᠰᠢ᠂ ᠦᠨᠳᠦᠰᠦᠨ ᠠᠩᠭᠢ ᠶᠢᠨ ᠨᠠᠮ ᠤᠨ ᠡᠭᠦᠷ ᠤᠨ ᠱᠦᠵᠢ ᠰᠦᠷᠲᠠᠢ ᠪᠠᠭᠰᠢ᠂ ᠰᠠᠶᠢᠬᠠᠨ ᠲᠤᠭᠤᠷᠢᠭ ᠤᠨ ᠵᠠᠰᠠᠭ ᠤᠨ ᠤᠷᠳᠤᠨ ᠤ ᠠᠯᠪᠠᠨ ᠭᠡᠷ ᠤᠨ ᠡᠷᠬᠢᠯᠡᠭᠴᠢ᠂ ᠪᠠᠶᠠᠨ ᠪᠠᠯᠭᠠᠰᠤᠨ ᠤ ᠨᠠᠮ ᠤᠨ ᠬᠤᠷᠢᠶᠡᠨ ᠤ ᠬᠠᠷᠢᠭᠤᠴᠠᠭᠴᠢ ᠡᠦ ᠵᠢᠶᠦ᠋ᠨ ᠢ᠂ ᠰᠠᠶᠢᠬᠠᠨ ᠲᠤᠭᠤᠷᠢᠭ ᠤᠨ ᠪᠠᠶᠠᠨ ᠪᠠᠯᠭᠠᠰᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠡᠷᠢᠭᠦᠯᠡᠭᠴᠢ ᠾᠧᠦ ᠵᠢᠶᠠᠨ ᠢᠩ᠂ ᠪᠠᠶᠠᠨ ᠪᠠᠯᠭᠠᠰᠤᠨ ᠤ ᠬᠤᠲᠠ ᠶᠢᠨ ᠬᠠᠮᠢᠶᠠᠷᠤᠯᠲᠠ ᠶᠢᠨ ᠶᠡᠭᠡ ᠠᠩᠭᠢ ᠶᠢᠨ ᠳᠠᠷᠤᠭ᠎ᠠ ᠪᠠᠭᠠᠨ᠎ᠠ᠂ ᠪᠠᠶᠠᠨ ᠪᠠᠯᠭᠠᠰᠤᠨ ᠤ ᠰᠢᠪᠠᠷᠨᠠᠭᠤᠷ ᠲᠤᠰᠬᠤᠨ ᠤ ᠨᠠᠮ ᠤᠨ ᠡᠭᠦᠷ ᠤᠨ ᠱᠦᠵᠢ ᠶᠦᠨ ᠭᠦᠸᠧ ᠳ᠋ᠦᠩ᠂ ᠪᠠᠶᠠᠨ ᠪᠠᠯᠭᠠᠰᠤᠨ ᠤ ᠰᠢᠪᠠᠷᠨᠠᠭᠤᠷ ᠲᠤᠰᠬᠤᠨ ᠤ ᠠᠷᠠᠳ ᠤᠨ ᠵᠦᠪᠯᠡᠯ ᠤᠨ ᠡᠷᠬᠢᠯᠡᠭᠴᠢ ᠵᠠᠩ ᠶᠠᠨ ᠴᠢᠩ ᠵᠢᠴᠢ ᠰᠢᠪᠠᠷᠨᠠᠭᠤᠷ ᠲᠤᠰᠬᠤᠨ ᠤ ᠠᠷᠠᠳ ᠤᠨ ᠵᠦᠪᠯᠡᠯ ᠤᠨ ᠬᠡᠰᠢᠭᠦᠳ ᠤᠷᠤᠯᠴᠠᠵᠠᠢ᠃

ᠦᠳᠡ ᠶᠢᠨ ᠡᠮᠦᠨ᠎ᠡ ᠶᠢᠨ 9 ᠴᠠᠭ ᠲᠤ ᠮᠠᠨ ᠤ ᠳᠡᠭᠡᠲᠤ ᠰᠤᠷᠭᠠᠭᠤᠯᠢ ᠶᠢᠨ ᠪᠠᠭᠰᠢ ᠨᠠᠷ ᠰᠢᠪᠠᠷᠨᠠᠭᠤᠷ ᠲᠤᠰᠬᠤᠨ ᠤ ᠠᠷᠠᠳ ᠤᠨ ᠵᠦᠪᠯᠡᠯ ᠳᠤ ᠬᠦᠷᠴᠦ᠂ ᠠᠷᠠᠳ ᠤᠨ ᠵᠦᠪᠯᠡᠯ ᠤᠨ ᠬᠠᠮᠢᠶ᠎ᠠ ᠪᠦᠬᠦᠢ ᠬᠦᠮᠦᠨ ᠤ ᠳᠠᠭᠠᠭᠤᠯᠭ᠎ᠠ ᠲᠤᠤᠷ᠎ᠠ ᠲᠤᠭᠤᠷᠢᠨ ᠦᠵᠡᠵᠠᠢ᠃

ᠲᠤᠭᠤᠷᠢᠨ ᠦᠵᠡᠬᠦ ᠶᠠᠪᠤᠴᠠ ᠳᠤᠮᠳᠠ᠂ ᠸᠠᠩ ᠱᠦᠵᠢ ᠰᠢᠪᠠᠷᠨᠠᠭᠤᠷ ᠲᠤᠰᠬᠤᠨ ᠤ ᠨᠠᠮ ᠤᠨ ᠴᠤᠭᠴᠠᠯᠠᠯᠲᠠ ᠶᠢᠨ ᠤᠬᠠᠭᠤᠯᠭ᠎ᠠ ᠵᠢᠴᠢ ᠦᠵᠡᠯ ᠰᠠᠨᠠᠭ᠎ᠠ ᠰᠣᠷᠭᠠᠨ ᠬᠦᠮᠦᠵᠢᠯ ᠤᠨ ᠠᠵᠢᠯ ᠳᠤ ᠭᠦᠢᠴᠡᠳ ᠨᠤᠳᠠᠯᠠᠯᠲᠠ ᠬᠢᠵᠦ᠂ ᠲᠤᠰ ᠲᠤᠰᠬᠤᠨ ᠤ ᠦᠨᠳᠦᠰᠦᠨ ᠱᠠᠲᠤᠨ ᠤ ᠰᠤᠶᠤᠯ ᠤᠨ ᠪᠦᠲᠦᠭᠡᠨ ᠪᠠᠶᠢᠭᠤᠯᠤᠯᠲᠠ ᠨᠢ ᠲᠤᠰᠠᠬᠠᠢ ᠬᠦᠮᠦᠨ ᠢᠶᠠᠷ ᠲᠦᠰᠦᠪᠯᠡᠭᠦᠯᠵᠦ᠂ ᠰᠡᠳᠬᠢᠮᠵᠢ ᠤᠨᠴᠠᠭᠠᠢ᠂ ᠮᠤᠩᠭᠤᠯ ᠬᠢᠲᠠᠳ ᠰᠤᠶᠤᠯ ᠢ ᠤᠶᠠᠯᠳᠤᠭᠤᠯᠵᠤ᠂ ᠬᠡᠯᠪᠡᠷᠢ ᠮᠠᠶ᠋ᠢᠭ ᠤᠯᠠᠨ᠂ ᠤᠳᠬ᠎ᠠ ᠰᠠᠨᠠᠭ᠎ᠠ ᠭᠦᠨᠵᠡᠬᠡᠢ ᠭᠡᠵᠦ ᠵᠢᠭᠠᠵᠤ ᠭᠠᠷᠭᠠᠭᠰᠠᠨ ᠤ ᠳᠠᠭᠠᠤ᠂ ᠲᠤᠬᠠᠢ ᠶᠢᠨ ᠭᠠᠵᠠᠷ ᠤᠨ ᠪᠤᠲᠠᠲᠤ ᠪᠠᠶᠢᠳᠠᠯ ᠪᠠ ᠨᠠᠮ ᠤᠨ ᠦᠵᠡᠯ ᠰᠠᠨᠠᠭ᠎ᠠ ᠲᠦᠷᠦ ᠶᠢᠨ ᠪᠤᠳᠤᠯᠭ᠎ᠠ ᠲᠠᠢ ᠤᠶᠠᠯᠳᠤᠭᠤᠯᠵᠤ᠂ ᠬᠤᠯᠪᠤᠭᠳᠠᠯ ᠪᠦᠬᠦᠢ ᠰᠠᠨᠠᠭᠤᠯᠭ᠎ᠠ ᠳᠡᠪᠰᠢᠭᠦᠯᠦᠭᠰᠡᠨ ᠳᠡᠪᠰᠢᠬᠦᠯᠵᠡᠢ᠃

ᠭᠠᠷ ᠤᠨ ᠦᠰᠦᠭ ᠵᠢᠷᠤᠬᠤ ᠶᠤᠰᠤᠯᠠᠯ ᠡᠬᠢᠯᠡᠬᠦ ᠠᠴᠠ ᠡᠮᠦᠨ᠎ᠡ᠂ ᠮᠠᠨ ᠤ ᠳᠡᠭᠡᠲᠤ ᠰᠣᠷᠭᠠᠭᠤᠯᠢ ᠶᠢᠨ ᠪᠠᠭᠰᠢ ᠨᠠᠷ ᠰᠢᠪᠠᠷᠨᠠᠭᠤᠷ ᠲᠤᠰᠬᠤᠨ ᠤ ᠬᠠᠮᠢᠶ᠎ᠠ ᠪᠦᠬᠦᠢ ᠬᠠᠷᠢᠭᠤᠴᠠᠯᠭᠠᠲᠠᠨ ᠲᠠᠢ ᠶᠠᠷᠢᠯᠴᠠᠭ᠎ᠠ ᠦᠷᠨᠢᠭᠦᠯᠵᠡᠢ᠄ ᠸᠠᠩ ᠱᠦᠵᠢ᠂ ᠰᠦᠩ ᠪᠠᠭᠰᠢ ᠠᠴᠠ ᠰᠢᠪᠠᠷᠨᠠᠭᠤᠷ ᠲᠤᠰᠬᠤᠨ ᠤ ᠬᠠᠷᠢᠭᠤᠴᠠᠯᠭᠠᠲᠠᠨ ᠳᠤ ᠮᠠᠨ ᠤ ᠳᠡᠭᠡᠲᠤ ᠰᠤᠷᠭᠠᠭᠤᠯᠢ ᠶᠢᠨ ᠬᠦᠭᠵᠢᠯᠲᠡ ᠶᠢᠨ ᠲᠡᠤᠬᠡ᠂ ᠪᠠᠭᠰᠢ ᠶᠢᠨ ᠡᠩᠨᠡᠭᠡ ᠶᠢᠨ ᠪᠠᠶᠢᠳᠠᠯ᠂ ᠰᠤᠶᠤᠯ ᠰᠢᠨᠵᠢᠯᠡᠭᠡᠨ ᠤ ᠠᠮᠵᠢᠯᠲᠠ ᠵᠢᠴᠢ ᠢᠷᠡᠭᠡᠳᠦᠢ ᠶᠢᠨ ᠲᠦᠯᠦᠪᠯᠡᠭᠡ ᠶᠢ ᠲᠠᠨᠢᠯᠴᠠᠭᠤᠯᠵᠤ᠂ ᠰᠢᠪᠠᠷᠨᠠᠭᠤᠷ ᠲᠤᠰᠬᠤᠨ ᠤ ᠬᠠᠷᠢᠭᠤᠴᠠᠯᠭᠠᠲᠠᠨ ᠴᠤ ᠲᠤᠰ ᠪᠡᠶ᠎ᠡ ᠶᠢᠨ ᠪᠠᠶᠢᠳᠠᠯ ᠳᠤ ᠪᠠᠨ ᠶᠡᠷᠤᠩᠬᠡᠶᠢᠯᠡᠭᠰᠡᠨ ᠲᠤᠭᠠᠴᠢᠯᠲᠠ ᠬᠢᠵᠤ᠂ ᠬᠤᠭᠤᠷᠤᠨᠳᠤᠬᠢ ᠤᠶᠢᠯᠠᠭᠠᠯᠴᠠᠭ᠎ᠠ ᠪᠠᠨ ᠭᠦᠨᠵᠡᠭᠡᠶᠢᠷᠡᠭᠦᠯᠦᠭᠰᠡᠨ ᠪᠠᠶᠢᠨ᠎ᠠ᠃

ᠦᠳᠡ ᠶᠢᠨ ᠡᠮᠦᠨ᠎ᠡ ᠶᠢᠨ 9 ᠴᠠᠭ 40 ᠮᠢᠨᠦ᠋ᠲ ᠳᠤ᠂ ᠭᠠᠷ ᠤᠨ ᠦᠰᠦᠭ ᠵᠢᠷᠤᠬᠤ ᠶᠤᠰᠤᠯᠠᠯ ᠵᠢᠩᠬᠢᠨᠢ ᠪᠠᠷ ᠡᠬᠢᠯᠡᠵᠤ᠂ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠲᠤ ᠰᠤᠷᠭᠠᠭᠤᠯᠢ᠂ ᠪᠠᠶᠠᠨ ᠪᠠᠯᠭᠠᠰᠤᠨ ᠤ ᠰᠢᠪᠠᠷᠨᠠᠭᠤᠷ ᠲᠤᠰᠬᠤᠨ ᠤ ᠨᠠᠮ ᠤᠨ ᠴᠤᠭᠴᠠᠯᠠᠯᠲᠠ ᠶᠢᠨ ᠬᠠᠮᠲᠤᠷᠠᠨ ᠠᠵᠢᠯᠯᠠᠬᠤ ᠰᠠᠭᠤᠷᠢᠨ ᠭᠠᠵᠠᠷ᠂ ᠨᠡᠶᠢᠭᠡᠮ ᠤᠨ ᠦᠢᠯᠡᠳᠦᠯᠭᠡ ᠶᠢᠨ ᠰᠠᠭᠤᠷᠢᠨ ᠭᠠᠵᠠᠷ ᠵᠢᠩᠬᠢᠨᠢ ᠪᠠᠷ ᠪᠦᠷᠢᠯᠳᠦᠵᠡᠢ᠃ ᠬᠤᠶᠠᠷ ᠲᠠᠯ᠎ᠠ ᠳᠤ ᠠᠪᠴᠤ ᠬᠡᠯᠡᠪᠡᠯ ᠡᠨᠡ ᠪᠤᠯ ᠨᠢᠭᠡ ᠣᠳᠠᠭᠠᠨ ᠤ ᠨᠠᠮ ᠤᠨ ᠴᠤᠭᠴᠠᠯᠠᠯᠲᠠ ᠶᠢᠨ ᠠᠵᠢᠯ ᠤᠨ ᠳᠠᠪᠰᠢᠯᠲᠠ ᠪᠠᠶᠢᠵᠤ᠂ ᠮᠦᠨ ᠴᠤ ᠮᠠᠨ ᠤ ᠳᠡᠭᠡᠳᠦ ᠰᠣᠷᠭᠠᠭᠤᠯᠢ ᠪᠠ ᠰᠢᠪᠠᠷᠨᠠᠭᠤᠷ ᠲᠤᠰᠬᠤᠨ ᠤ ᠬᠠᠮᠲᠤᠷᠠᠯᠴᠠᠭ᠎ᠠ ᠪᠠ ᠨᠡᠪᠲᠡᠷᠡᠯᠴᠡᠨ ᠰᠣᠷᠣᠯᠴᠠᠬᠤ ᠶᠢᠨ ᠰᠢᠨ᠎ᠡ ᠡᠬᠢᠯᠡᠯᠲᠡ ᠪᠤᠯᠤᠨ᠎ᠠ᠃

 
Baidu
sogou